《ᠱᠢᠨ᠎ᠡ ᠬᠡᠯᠪᠡᠷᠢ᠎ᠵᠢᠨ ᠲᠢᠳᠢᠮᠯᠢᠭ ᠸᠢᠷᠦ᠋ᠰ᠎ᠢ ᠰᠡᠷᠬᠡᠢᠯᠡᠬᠦ ᠵᠢᠷᠤᠭᠳᠤ ᠨᠤᠮ (ᠰᠤᠨᠤᠰᠳᠠᠭ ᠨᠤᠮ) 》 ᠮᠠᠨᠢ ᠤᠩᠱᠢᠭᠴᠢ ᠲᠦᠮᠡᠨ᠎ᠲᠠᠢ᠎ᠪᠡᠨ ᠵᠤᠯᠭᠠᠵᠤ ᠪᠠᠢᠨ᠎ᠠ
2020.02.14

  ᠦᠪᠦᠷ ᠮᠤᠩᠭᠤᠯ᠎ᠦᠨ ᠰᠤᠷᠭᠠᠨ ᠬᠦᠮᠦᠵᠢᠯ᠎ᠦᠨ ᠬᠡᠪᠯᠡᠯ᠎ᠦᠨ ᠬᠤᠷᠢᠶᠠᠨ᠎ᠡᠴᠡ ᠤᠷᠴᠢᠭᠤᠯᠤᠨ ᠬᠡᠪᠯᠡᠬᠦᠯᠦᠭᠰᠡᠨ 《ᠱᠢᠨ᠎ᠡ ᠬᠡᠯᠪᠡᠷᠢ᠎ᠵᠢᠨ ᠲᠢᠳᠢᠮᠯᠢᠭ ᠸᠢᠷᠦ᠋ᠰ᠎ᠢ ᠰᠡᠷᠬᠡᠢᠯᠡᠬᠦ ᠵᠢᠷᠤᠭᠳᠤ ᠨᠤᠮ (ᠰᠤᠨᠤᠰᠳᠠᠭ ᠨᠤᠮ) 》 ᠮᠠᠨᠢ ᠤᠩᠱᠢᠭᠴᠢ ᠲᠦᠮᠡᠨ᠎ᠲᠠᠢ᠎ᠪᠡᠨ ᠵᠤᠯᠭᠠᠵᠤ ᠪᠠᠢᠨ᠎ᠠ᠃ ᠡᠨᠡ ᠪᠤᠯ ᠤᠨᠴᠠᠭᠠᠢ ᠴᠠᠭ ᠦᠶ᠎ᠡ᠎ᠳᠦ ᠪᠠᠭᠠᠴᠤᠳ ᠬᠡᠤᠬᠡᠳ᠎ᠲᠤ᠎ᠪᠡᠨ ᠵᠤᠷᠢᠭᠤᠯᠤᠨ ᠪᠦᠲᠦᠬᠡᠭᠰᠡᠨ ᠵᠢᠷᠤᠭᠳᠤ ᠨᠤᠮ ᠪᠤᠯᠬᠤ᠎ᠶᠤᠮ᠃

  ᠬᠦᠮᠦᠨ ᠪᠦᠬᠦᠨ 《ᠬᠢᠵᠢᠭ᠎ᠦᠨ ᠪᠠᠢᠳᠠᠯ ᠪᠤᠯ ᠵᠠᠷᠯᠢᠭ᠂ ᠬᠢᠵᠢᠭ᠎ᠢ ᠰᠡᠷᠬᠡᠢᠯᠡᠬᠦ ᠪᠤᠯ ᠬᠠᠷᠢᠭᠤᠴᠠᠯᠭ᠎ᠠ》 ᠭᠡᠳᠡᠭ᠎ᠢ ᠬᠦᠨᠵᠡᠬᠡᠢ ᠤᠬᠠᠮᠰᠠᠷᠯᠠᠵᠤ ᠪᠤᠢ ᠪᠠᠴᠢᠮ ᠲᠤᠯᠭᠠᠮ᠎ᠠ ᠴᠠᠭ ᠦᠶ᠎ᠡ᠎ᠳᠦ ᠦᠪᠦᠷ ᠮᠤᠩᠭᠤᠯ᠎ᠦᠨ ᠬᠡᠪᠯᠡᠯ᠎ᠦᠨ ᠪᠦᠯᠦᠭᠯᠡᠯ᠂ ᠦᠪᠦᠷ ᠮᠤᠩᠭᠤᠯ᠎ᠦᠨ ᠰᠤᠷᠭᠠᠨ ᠬᠦᠮᠦᠵᠢᠯ᠎ᠦᠨ ᠬᠡᠪᠯᠡᠯ᠎ᠦᠨ ᠬᠤᠷᠢᠶ᠎ᠠ᠎ᠨᠢ ᠬᠢᠵᠢᠭ᠎ᠢ ᠰᠡᠷᠬᠡᠢᠯᠡᠵᠤ᠂ ᠬᠢᠵᠢᠭ᠎ᠲᠠᠢ ᠲᠡᠮᠡᠴᠡᠬᠦ ᠡᠮᠦᠨ᠎ᠡ ᠹᠷᠤᠨᠲ᠎ᠲᠦ ᠭᠠᠪᠱᠢᠭᠠᠢᠯᠠᠨ ᠠᠵᠢᠯᠯᠠᠬᠤ᠎ᠨᠢ ᠬᠡᠪᠯᠡᠯ᠎ᠦᠨ ᠠᠵᠢᠯᠳᠠᠳ᠎ᠦᠨ ᠨᠡᠢᠬᠡᠮ᠎ᠦᠨ ᠴᠢᠬᠤᠯᠠ ᠬᠠᠷᠢᠭᠤᠴᠠᠯᠭ᠎ᠠ ᠪᠤᠯᠬᠤ᠎ᠪᠡᠨ ᠬᠦᠨᠵᠡᠬᠡᠢ ᠲᠠᠨᠢᠵᠤ᠂ ᠬᠡᠤᠬᠡᠳ ᠪᠠᠭᠠᠴᠤᠳ᠎ᠲᠤ᠎ᠪᠡᠨ ᠱᠢᠨ᠎ᠡ ᠬᠡᠯᠪᠡᠷᠢ᠎ᠵᠢᠨ ᠲᠢᠳᠢᠮᠯᠢᠭ ᠸᠢᠷᠦ᠋ᠰ᠎ᠦᠨ ᠲᠤᠬᠠᠢ ᠱᠢᠨᠵᠢᠯᠡᠬᠦ ᠤᠬᠠᠭᠠᠨᠴᠢ ᠮᠡᠳᠡᠯᠬᠡ ᠤᠯᠭᠤᠬᠤ᠎ᠵᠢᠨ ᠲᠦᠯᠦᠬᠡ᠂ ᠮᠠᠱᠢ ᠤᠬᠤᠷᠬᠠᠨ ᠬᠤᠭᠤᠴᠠᠭᠠᠨ᠎ᠳᠦ ᠲᠤᠰ ᠨᠤᠮ᠎ᠢ ᠤᠷᠴᠢᠭᠤᠯᠬᠤ᠎ᠵᠢᠨ ᠬᠠᠮᠳᠤ ᠴᠠᠬᠢᠮ ᠨᠤᠮ᠂ ᠰᠤᠨᠤᠰᠳᠠᠭ ᠨᠤᠮ᠎ᠢ ᠬᠢᠵᠤ ᠪᠦᠲᠦᠬᠡᠭᠰᠡᠨ ᠪᠢᠯᠡ᠃

  ᠲᠤᠰ ᠵᠢᠷᠤᠭᠳᠤ ᠨᠤᠮ᠎ᠳᠦ 《ᠱᠢᠨ᠎ᠡ ᠬᠡᠯᠪᠡᠷᠢ᠎ᠵᠢᠨ ᠲᠢᠳᠢᠮᠯᠢᠭ ᠸᠢᠷᠦ᠋ᠰ ᠬᠡᠵᠤ ᠶᠠᠭᠤ ᠪᠤᠯᠬᠤ᠂ ᠬᠦᠮᠦᠨ ᠲᠦᠷᠦᠯᠬᠢᠳᠡᠨ᠎ᠳᠦ ᠭᠠᠢ ᠭᠠᠮᠱᠢᠭ ᠤᠴᠠᠷᠠᠭᠤᠯᠳᠠᠭ ᠪᠤᠰᠤᠳ ᠬᠡᠯᠪᠡᠷᠢ᠎ᠵᠢᠨ ᠶᠠᠮᠠᠷ ᠶᠠᠮᠠᠷ ᠸᠢᠷᠦ᠋ᠰ ᠪᠠᠢᠳᠠᠭ ᠪᠤᠢ᠂ ᠱᠢᠨ᠎ᠡ ᠬᠡᠯᠪᠡᠷᠢ᠎ᠵᠢᠨ ᠲᠢᠳᠢᠮᠯᠢᠭ ᠸᠢᠷᠦ᠋ᠰ᠎ᠢ ᠬᠡᠷᠬᠢᠨ ᠰᠡᠷᠬᠡᠢᠯᠡᠬᠦ ᠪᠤᠢ᠂ ᠠᠮᠠᠪᠴᠢ ᠵᠡᠬᠦᠬᠦ᠎ᠳᠦ᠎ᠪᠡᠨ ᠶᠠᠭᠤ᠎ᠶᠢ ᠠᠩᠬᠠᠷᠬᠤ ᠬᠡᠷᠡᠭᠳᠡᠢ ᠪᠤᠢ᠂ ᠭᠠᠷ ᠵᠢᠡᠨ ᠬᠡᠷᠬᠢᠨ ᠵᠦᠪ ᠤᠬᠢᠶᠠᠬᠤ ᠪᠤᠢ᠂ ᠬᠢᠵᠢᠭ᠎ᠢ ᠰᠡᠷᠬᠡᠢᠯᠡᠬᠦ ᠲᠠᠯ᠎ᠠ᠎ᠪᠡᠷ ᠬᠢ ᠵᠠᠷᠢᠮ ᠪᠤᠷᠤᠭᠤ ᠤᠢᠯᠠᠭᠠᠯᠳᠠ᠎ᠨᠤᠭᠤᠳ᠎ᠲᠤ ᠬᠡᠷᠬᠢᠨ ᠵᠦᠪ ᠵᠢᠡᠷ ᠬᠠᠨᠳᠤᠬᠤ ᠪᠤᠢ》 ᠭᠡᠬᠦ ᠮᠡᠳᠦ᠎ᠵᠢᠨ ᠤᠯᠠᠨ ᠲᠠᠯ᠎ᠠ᠎ᠵᠢᠨ ᠠᠰᠠᠭᠤᠳᠠᠯ᠎ᠢ ᠵᠢᠷᠤᠭᠳᠤ ᠨᠤᠮ᠎ᠦᠨ ᠬᠡᠯᠪᠡᠷᠢ᠎ᠪᠡᠷ ᠬᠠᠮᠤᠭ᠎ᠦᠨ ᠲᠦᠬᠦᠮ ᠵᠢᠡᠷ ᠤᠢᠯᠠᠭᠠᠭᠤᠯᠬᠤ᠎ᠶᠢ ᠵᠤᠷᠢᠵᠤ᠂ ᠰᠤᠨᠤᠰᠳᠠᠭ ᠨᠤᠮ᠎ᠦᠨ ᠬᠡᠯᠪᠡᠷᠢ᠎ᠪᠡᠷ ᠤᠩᠱᠢᠭᠴᠢᠳ᠎ᠲᠤ ᠬᠦᠷᠬᠡᠪᠡ᠃ ᠡᠯ᠎ᠡ ᠬᠡᠪᠯᠡᠯ᠎ᠦᠨ ᠬᠣᠷᠢᠶᠠᠨ᠎ᠤ ᠬᠠᠮᠳᠤ᠎ᠵᠢᠨ ᠴᠢᠷᠮᠠᠢᠯᠭ᠎ᠠ᠎ᠪᠡᠷ ᠪᠦᠲᠦᠬᠡᠭᠰᠡᠨ ᠡᠨᠡ᠎ᠬᠦ ᠨᠤᠮ ᠮᠠᠨᠢ ᠡᠷᠡᠬᠦᠯ ᠡᠩᠬᠡ᠎ᠵᠢᠨ ᠲᠦᠯᠦᠬᠡ ᠴᠢᠷᠮᠠᠢᠨ ᠵᠢᠳᠬᠦᠵᠤ ᠪᠠᠢᠭ᠎ᠠ ᠬᠦᠮᠦᠨ ᠪᠦᠬᠦᠨ᠎ᠦ ᠰᠡᠳᠬᠢᠯ᠎ᠳᠦ ᠬᠡᠷᠡᠯ ᠬᠡᠬᠡ ᠤᠯᠭᠤᠵᠤ᠂ ᠪᠢᠳᠡᠨ᠎ᠦ ᠦᠷ᠎ᠡ ᠬᠡᠤᠬᠡᠳ᠎ᠢᠶᠠᠨ ᠡᠪᠡᠳᠴᠢᠨ ᠬᠢᠵᠢᠭ᠎ᠦᠨ ᠲᠤᠬᠠᠢ ᠱᠢᠨᠵᠢᠯᠡᠬᠦ ᠤᠬᠠᠭᠠᠨᠴᠢ ᠵᠦᠪ ᠤᠢᠯᠠᠭᠠᠯᠳᠠ᠎ᠲᠠᠢ ᠪᠤᠯᠭᠠᠬᠤ ᠭᠡᠰᠡᠨ᠎ᠶᠤᠮ᠃

  ᠲᠤᠰ ᠨᠤᠮ᠎ᠢ ᠦᠪᠦᠷ ᠮᠤᠩᠭᠤᠯ᠎ᠦᠨ ᠬᠡᠪᠯᠡᠯ᠎ᠦᠨ ᠪᠦᠯᠦᠭᠯᠡᠯ᠂ ᠦᠪᠦᠷ ᠮᠤᠩᠭᠤᠯ᠎ᠦᠨ ᠰᠤᠷᠭᠠᠨ ᠬᠦᠮᠦᠵᠢᠯ᠎ᠦᠨ ᠬᠡᠪᠯᠡᠯ᠎ᠦᠨ ᠬᠤᠷᠢᠶ᠎ᠠ᠎ᠡᠴᠡ ᠦᠪᠦᠷ ᠮᠤᠩᠭᠤᠯ᠎ᠦᠨ ᠦᠪᠡᠷᠳᠡᠬᠡᠨ ᠵᠠᠰᠠᠬᠤ ᠤᠷᠤᠨ᠎ᠦ ᠠᠷᠪᠠᠨ ᠬᠤᠶᠠᠷ ᠠᠢᠮᠠᠭ ᠬᠤᠳᠠ᠎ᠵᠢᠨ ᠦᠨᠳᠦᠰᠦᠳᠡᠨ᠎ᠦ ᠴᠡᠴᠡᠷᠯᠢᠭ ᠪᠠ ᠪᠠᠭ᠎ᠠ ᠰᠤᠷᠭᠠᠭᠤᠯᠢ᠎ᠳᠦ 17000 ᠲᠡᠪᠳᠡᠷ᠎ᠢ ᠶᠠᠮᠠᠷ᠎ᠴᠦ ᠦᠨ᠎ᠡ ᠲᠦᠯᠦᠪᠦᠷᠢ ᠦᠬᠡᠢ᠎ᠪᠡᠷ ᠬᠠᠨᠳᠢᠪᠯᠠᠬᠤ᠎ᠪᠡᠷ ᠪᠤᠯᠵᠤ᠂ ᠬᠠᠮᠤᠭ᠎ᠦᠨ ᠲᠦᠷᠬᠡᠨ ᠬᠤᠷᠳᠤᠴᠠ᠎ᠪᠡᠷ ᠨᠤᠮ᠎ᠢ ᠬᠡᠪᠯᠡᠬᠦᠯᠵᠤ᠂ ᠡᠯ᠎ᠡ ᠠᠢᠮᠠᠭ ᠬᠤᠳᠠ᠎ᠵᠢᠨ ᠰᠤᠷᠭᠠᠨ ᠬᠦᠮᠦᠵᠢᠯ᠎ᠦᠨ ᠲᠤᠪᠴᠢᠶᠠᠨ᠎ᠳᠦ ᠭᠠᠷᠳᠠᠭᠤᠯᠬᠤ ᠪᠤᠯᠤᠨ᠎ᠠ᠃

  ᠲᠤᠰ ᠵᠢᠷᠤᠭᠳᠤ ᠨᠤᠮ᠎ᠢ ᠬᠠᠷᠠᠮᠦ᠋ᠷᠡᠨ ᠮᠤᠵᠢ᠎ᠵᠢᠨ ᠱᠢᠨᠵᠢᠯᠡᠬᠦ ᠤᠬᠠᠭᠠᠨ ᠲᠧᠭᠨᠢᠭ ᠮᠡᠷᠬᠡᠵᠢᠯ᠎ᠦᠨ ᠬᠡᠪᠯᠡᠯ᠎ᠦᠨ ᠬᠤᠷᠢᠶ᠎ᠠ᠎ᠡᠴᠡ ᠨᠠᠢᠷᠠᠭᠤᠯᠤᠨ ᠬᠡᠪᠯᠡᠬᠦᠯᠦᠭᠰᠡᠨ 《ᠱᠢᠨ᠎ᠡ ᠬᠡᠯᠪᠡᠷᠢ᠎ᠵᠢᠨ ᠲᠢᠳᠢᠮᠯᠢᠭ ᠸᠢᠷᠦ᠋ᠰ᠎ᠢ ᠰᠡᠷᠬᠡᠢᠯᠡᠬᠦ ᠵᠢᠷᠤᠭᠳᠤ ᠨᠤᠮ》᠎ᠢ ᠦᠨᠳᠦᠰᠦᠯᠡᠵᠤ ᠤᠷᠴᠢᠭᠤᠯᠤᠨ ᠨᠠᠢᠷᠠᠭᠤᠯᠪᠠ᠃

(ᠳᠤᠳᠤᠷᠬᠠᠢᠯᠠᠬᠤ᠎ᠨᠢ᠄ ᠵᠦᠪᠬᠡᠨ iPhone ᠭᠠᠷ ᠤᠳᠠᠰᠤᠨ᠎ᠳᠦ ᠪᠤᠯ ᠴᠠᠬᠢᠮ ᠨᠤᠮ ᠪᠠ ᠰᠤᠨᠤᠰᠳᠠᠭ ᠨᠤᠮ᠎ᠢ ᠵᠡᠷᠬᠡ᠎ᠪᠡᠷ ᠰᠤᠨᠢᠷᠬᠠᠵᠤ ᠪᠤᠯᠤᠨ᠎ᠠ᠃ Android ᠭᠠᠷ ᠤᠳᠠᠰᠤᠨ᠎ᠳᠦ ᠪᠤᠯ ᠲᠤᠰ ᠲᠤᠰ ᠵᠢᠡᠷ᠎ᠨᠢ ᠰᠤᠨᠢᠷᠬᠠᠵᠤ ᠪᠤᠯᠤᠨ᠎ᠠ᠃ )

 

(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ᠎ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠦᠪᠦᠷ
ᠮᠤᠩᠭ᠋ᠤᠯ᠎ᠤᠨ
ᠳᠡᠯᠡᠬᠡᠢ
ᠮᠡᠳᠡᠭᠡ
ᠵᠠᠩᠬᠢ
ᠮᠡᠷᠭᠡᠵᠢᠯ᠎ᠤᠨ
ᠬᠢᠵᠠᠭᠠᠷᠲᠤ
ᠺᠤᠮᠫᠠᠨᠢ
ᠮᠡᠷᠭᠡᠵᠢᠯ
ᠬᠠᠩᠭ᠋ᠠᠪᠠ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠩᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604