ᠮᠣᠩᠭᠤᠯ ᠰᠤᠳᠤᠯᠤᠯ᠎ᠤᠨ ᠬᠤᠶᠠᠷ ᠲᠣᠮᠤᠬᠠᠨ ᠪᠦᠲᠦᠭᠡᠯ ᠮᠡᠨᠳᠦᠯᠡᠯ᠎ᠡ
2020.04.27

  ᠥᠪᠡᠷᠲᠡᠭᠡᠨ ᠵᠠᠰᠠᠬᠤ ᠣᠷᠤᠨ᠎ᠤ ᠴᠦ᠋ᠬᠡᠨ ᠳᠤᠭᠠᠳᠦ ᠦᠨᠳᠦᠰᠦᠳᠡᠨ᠎ᠦ ᠰᠤᠳᠤᠷ ᠪᠢᠴᠢᠭ ᠪᠣᠯᠤᠨ 《ᠬᠡᠰᠡᠷ》᠎ᠢ ᠴᠤᠭᠯᠠᠭᠤᠯᠤᠨ ᠡᠮᠬᠢᠳᠬᠡᠵᠤ ᠰᠤᠳᠤᠯᠬᠤ ᠭᠠᠵᠠᠷ᠎ᠡᠴᠡ ᠳᠠᠭᠠᠭᠠᠴᠢᠯᠠᠨ ᠨᠠᠢᠷᠠᠭᠤᠯᠵᠤ᠂ ᠥᠪᠤᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠡᠴᠡ ᠬᠡᠪᠯᠡᠨ ᠲᠠᠷᠬᠠᠭᠠᠭᠰᠠᠨ 《ᠳᠤᠮᠳᠠᠳᠦ ᠤᠯᠤᠰ᠎ᠤᠨ ᠴᠦ᠋ᠬᠡᠨ ᠳᠤᠭᠠᠳᠦ ᠦᠨᠳᠦᠰᠦᠳᠡᠨ᠎ᠦ ᠡᠷᠲᠡᠨ᠎ᠦ ᠨᠣᠮ ᠪᠢᠴᠢᠭ᠎ᠤᠨ ᠳᠤᠪᠴᠢ ᠠᠭᠤᠯᠭᠠᠲᠦ ᠶᠠᠷᠦᠩᠬᠡᠢ ᠭᠠᠷᠴᠠᠭ᠂ ᠮᠣᠩᠭᠤᠯ ᠦᠨᠳᠦᠰᠦᠳᠡᠨ᠎ᠦ ᠪᠣᠳᠢ》 ᠵᠢᠴᠢ 《ᠮᠣᠩᠭᠤᠯ ᠰᠤᠳᠤᠯᠤᠯ᠎ᠤᠨ ᠮᠣᠩᠭᠤᠯ ᠥᠭᠦᠯᠡᠯ ᠵᠣᠬᠢᠶᠠᠯ᠎ᠤᠨ ᠬᠡᠯᠬᠢᠶᠠᠰᠦ》 ᠬᠡᠰᠡᠨ ᠬᠤᠶᠠᠷ ᠳᠤᠮᠤᠬᠠᠨ ᠪᠦᠲᠦᠭᠡᠯ᠎ᠦᠨ ᠬᠡᠪᠯᠡᠭᠳᠡᠭᠰᠡᠨ᠎ᠦ ᠬᠠᠳᠠᠭ ᠰᠡᠬᠦᠬᠦ ᠶᠣᠰᠤᠯᠠᠯ 25᠎ᠤ ᠡᠳᠦᠷ ᠬᠥᠬᠡᠬᠤᠲᠠ᠎ᠳᠤ ᠶᠠᠪᠤᠭᠳᠠᠪᠠ᠃

   《ᠳᠤᠮᠳᠠᠳᠦ ᠤᠯᠤᠰ᠎ᠤᠨ ᠴᠦ᠋ᠬᠡᠨ ᠳᠤᠭᠠᠳᠦ ᠦᠨᠳᠦᠰᠦᠳᠡᠨ᠎ᠦ ᠡᠷᠲᠡᠨ᠎ᠦ ᠨᠣᠮ ᠪᠢᠴᠢᠭ᠎ᠤᠨ ᠳᠤᠪᠴᠢ ᠠᠭᠤᠯᠭᠠᠲᠦ ᠶᠡᠷᠦᠩᠬᠡᠢ ᠭᠠᠷᠴᠠᠭ᠂ ᠮᠣᠩᠭᠤᠯ ᠦᠨᠳᠦᠰᠦᠳᠡᠨ᠎ᠦ ᠪᠣᠳᠢ》 ᠪᠣᠯ ᠤᠯᠤᠰ᠎ᠤᠨ ᠠᠷᠪᠠᠨ ᠨᠢᠭᠡᠳᠦᠭᠡᠷ᠂ ᠠᠷᠪᠠᠨ ᠬᠣᠶᠠᠳᠤᠭᠠᠷ ᠲᠠᠪᠤᠨ ᠵᠢᠯ᠎ᠤᠨ ᠲᠥᠯᠦᠪᠵᠢᠭᠦᠯᠭᠡ᠎ᠶᠢᠨ ᠬᠤᠭᠤᠴᠠᠭᠠᠨ᠎ᠳᠡᠬᠢ ᠰᠣᠶᠤᠯ᠎ᠦᠨ ᠥᠭᠡᠷᠡᠴᠢᠯᠡᠯᠲᠡ ᠭᠥᠭᠵᠢᠭᠦᠯᠦᠯᠲᠡ᠎ᠶᠢᠨ ᠲᠥᠯᠦᠪᠵᠢᠭᠦᠯᠭᠡ᠎ᠶᠢᠨ ᠬᠥᠲᠦᠯᠪᠦᠷᠢ᠎ᠳᠦ ᠪᠠᠭᠳᠠᠭᠰᠠᠨ ᠲᠥᠰᠦᠯ ᠪᠠᠢᠵᠤ᠂ 2005 ᠣᠨ᠎ᠡᠴᠡ ᠠᠵᠢᠯ ᠡᠬᠢᠯᠡᠭᠦᠯᠦᠨ᠂ 1949 ᠣᠨ᠎ᠡᠴᠡ ᠡᠮᠦᠨ᠎ᠡ ᠪᠢᠴᠢᠭᠳᠡᠵᠤ ᠦᠯᠡᠳᠡᠭᠰᠡᠨ ᠮᠣᠩᠭᠤᠯ ᠡᠷᠲᠡᠨ᠎ᠦ ᠨᠣᠮ ᠪᠢᠴᠢᠭ᠎ᠤᠨ ᠭᠠᠷᠴᠠᠭ᠎ᠢ ᠱᠠᠱᠢᠨ ᠱᠢᠲᠦᠯᠭᠡ᠂ ᠰᠣᠶᠤᠯ ᠰᠤᠷᠭᠠᠨ ᠬᠥᠮᠦᠵᠢᠯ᠂ ᠦᠭᠡ ᠬᠡᠯᠡ᠂ ᠡᠮ ᠡᠮᠨᠡᠯᠭᠡ ᠬᠡᠬᠦᠴᠢᠯᠡᠨ ᠲᠥᠷᠦᠯ ᠠᠩᠭᠢᠯᠠᠵᠤ᠂ ᠮᠣᠩᠭᠤᠯ ᠰᠤᠷᠪᠤᠯᠵᠢ ᠪᠢᠴᠢᠭ᠎ᠲᠠᠢ ᠬᠣᠯᠪᠤᠭᠳᠠᠭᠰᠠᠨ ᠪᠣᠰᠤᠭ᠎ᠠ ᠰᠣᠹᠲ᠂ ᠰᠣᠩᠭᠤᠳᠠᠭ ᠮᠣᠩᠭᠤᠯ ᠪᠢᠴᠢᠭ᠂ ᠤᠳᠦ᠎ᠶᠢᠨ ᠮᠣᠩᠭᠤᠯ ᠪᠢᠴᠢᠭ᠂ ᠲᠥᠪᠡᠳ ᠪᠢᠴᠢᠭ᠂ ᠮᠠᠨᠵᠤ ᠪᠢᠴᠢᠭ᠂ ᠳᠤᠳᠦ ᠪᠢᠴᠢᠭ᠂ ᠠᠯᠢ ᠭᠠᠯᠢ ᠦᠰᠦᠭ᠂ ᠯᠠᠲ᠋ᠢᠨ᠂ ᠬᠢᠳᠠᠳ᠂ ᠠᠩᠭ᠌ᠯᠢ᠂ ᠭᠸᠷᠮᠠᠨ᠂ ᠺᠢᠷᠢᠯ ᠵᠡᠷᠭᠡ ᠤᠯᠠᠨ ᠵᠦᠢᠯ᠎ᠦᠨ ᠦᠰᠦᠭ ᠪᠢᠴᠢᠭ᠎ᠢ ᠡᠮᠬᠢᠳᠭᠡᠨ ᠨᠠᠢᠷᠠᠭᠤᠯᠤᠨ ᠭᠠᠷᠭᠠᠭᠰᠠᠨ ᠪᠥᠭᠡᠳ ᠬᠣᠯᠪᠤᠭᠳᠠᠯ ᠪᠥᠬᠦᠢ ᠵᠣᠬᠢᠶᠠᠭᠴᠢ᠂ ᠣᠷᠴᠢᠭᠤᠯᠤᠭᠴᠢ᠂ ᠬᠡᠪᠯᠡᠯ᠎ᠦᠨ ᠲᠥᠷᠦᠯ ᠵᠦᠢᠯ᠂᠎ᠪᠠᠷ ᠬᠡᠪᠯᠡᠯ᠂ ᠪᠣᠳᠢ ᠠᠩᠭᠢ᠎ᠶᠢᠨ ᠲᠣᠭ᠎ᠠ᠂ ᠠᠭᠤᠰᠤᠯ᠎ᠤᠨ ᠬᠡᠮᠵᠢᠶ᠎ᠡ᠂ ᠮᠥᠷ ᠦᠰᠦᠭ᠎ᠦᠨ ᠲᠣᠭ᠎ᠠ᠂ ᠬᠠᠳᠠᠭᠠᠯᠠᠮᠵᠢ᠎ᠶᠢᠨ ᠪᠠᠢᠭᠤᠯᠤᠮᠵᠢ ᠵᠡᠷᠭᠡ᠎ᠶᠢ ᠬᠠᠮᠤᠷᠤᠨ 10155 ᠵᠤᠷᠪᠤᠰ ᠪᠣᠯᠭᠠᠨ ᠡᠮᠬᠢᠳᠬᠡᠵᠤ ᠵᠢᠭᠰᠠᠭᠠᠭᠰᠠᠨ ᠭᠠᠷ ᠠᠪᠤᠯᠭ᠎ᠠ ᠪᠣᠯᠬᠤ᠎ᠶᠤᠮ᠃ 《ᠳᠤᠮᠳᠠᠳᠦ ᠤᠯᠤᠰ᠎ᠤᠨ ᠴᠦ᠋ᠬᠡᠨ ᠳᠤᠭᠠᠳᠦ ᠦᠨᠳᠦᠰᠦᠳᠡᠨ᠎ᠦ ᠡᠷᠲᠡᠨ᠎ᠦ ᠨᠣᠮ ᠪᠢᠴᠢᠭ᠎ᠤᠨ ᠳᠤᠪᠴᠢ ᠠᠭᠤᠯᠭᠠᠲᠦ ᠶᠡᠷᠦᠩᠬᠡᠢ ᠭᠠᠷᠴᠠᠭ᠂ ᠮᠣᠩᠭᠤᠯ ᠦᠨᠳᠦᠰᠦᠳᠡᠨ᠎ᠦ ᠪᠣᠳᠢ》᠎ᠶᠢ ᠥᠪᠤᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶᠠᠨ᠎ᠡᠴᠡ ᠬᠡᠪᠯᠡᠨ ᠲᠠᠷᠬᠠᠭᠠᠪᠠ᠃

   《ᠮᠣᠩᠭᠤᠯ ᠰᠤᠳᠤᠯᠤᠯ᠎ᠤᠨ ᠮᠣᠩᠭᠤᠯ ᠥᠭᠦᠯᠡᠯ ᠵᠣᠬᠢᠶᠠᠯ᠎ᠦᠨ ᠬᠡᠯᠬᠢᠶᠠᠰᠦ》᠎ᠳᠦ ᠤᠯᠤᠰ᠎ᠤᠨ ᠳᠤᠳᠤᠭᠠᠳᠦ᠎ᠳᠤ ᠬᠡᠪᠯᠡᠭᠳᠡᠭᠰᠡᠨ 200 ᠭᠠᠷᠤᠢ ᠮᠣᠩᠭᠤᠯ ᠰᠣᠨᠢᠨ ᠰᠡᠳᠭᠦᠯ᠂ ᠥᠭᠦᠯᠡᠯ᠎ᠦᠨ ᠲᠠᠭᠦᠪᠦᠷᠢ᠎ᠶᠢ ᠠᠱᠢᠭᠯᠠᠵᠤ᠂ 1911 ᠣᠨ᠎ᠡᠴᠡ 2012 ᠣᠨ ᠬᠦᠷᠳᠡᠯᠡᠬᠢ ᠵᠠᠭᠤ ᠭᠠᠷᠤᠢ ᠵᠢᠯ᠎ᠤᠨ ᠬᠣᠭᠤᠷᠤᠨᠳᠤ ᠬᠡᠪᠯᠡᠭᠳᠡᠭᠰᠡᠨ ᠮᠣᠩᠭᠤᠯ ᠰᠤᠳᠤᠯᠤᠯ᠎ᠤᠨ ᠳᠤᠬᠠᠢ ᠰᠤᠳᠤᠯᠭᠠᠨ᠎ᠤ ᠥᠭᠦᠯᠡᠯ ᠱᠢᠭᠦᠮᠵᠢ᠂ ᠮᠡᠳᠡᠭᠡ ᠵᠠᠩᠭᠢ᠂ ᠵᠣᠬᠢᠶᠠᠯ ᠵᠡᠷᠭᠡ 35000 ᠭᠠᠷᠤᠢ ᠵᠤᠷᠪᠤᠰ ᠭᠠᠷᠴᠠᠭ᠎ᠢ ᠡᠮᠬᠢᠳᠭᠡᠨ ᠣᠷᠤᠭᠤᠯᠤᠭᠰᠠᠨ ᠪᠠᠢᠳᠠᠭ᠃ ᠡᠨᠡ᠎ᠨᠢ ᠡᠳᠦᠭᠡ ᠪᠣᠯᠲᠠᠯ᠎ᠠ ᠤᠯᠤᠰ᠎ᠤᠨ ᠳᠤᠳᠤᠭᠠᠳᠦ ᠭᠠᠳᠠᠭᠠᠳᠦ᠎ᠳᠦ ᠬᠡᠪᠯᠡᠭᠳᠡᠭᠰᠡᠨ ᠬᠠᠮᠤᠭ ᠪᠦᠷᠢᠨ ᠪᠦᠲᠦᠨ ᠪᠥᠭᠡᠳ ᠬᠠᠮᠤᠭ ᠲᠣᠮᠤ ᠮᠣᠩᠭᠤᠯ ᠰᠤᠳᠤᠯᠤᠯ᠎ᠤᠨ ᠥᠭᠦᠯᠡᠯ ᠵᠣᠬᠢᠶᠠᠯ᠎ᠤᠨ ᠬᠡᠯᠬᠢᠶᠠᠰᠦ ᠪᠣᠯᠬᠤ᠎ᠶᠤᠮ᠃ 《ᠮᠣᠩᠭᠤᠯ ᠰᠤᠳᠤᠯᠤᠯ᠎ᠤᠨ ᠮᠣᠩᠭᠤᠯ ᠥᠭᠦᠯᠡᠯ ᠵᠣᠬᠢᠶᠠᠯ᠎ᠦᠨ ᠬᠡᠯᠬᠢᠶᠠᠰᠦ》᠎ᠶᠢ ᠥᠪᠤᠷ ᠮᠣᠩᠭᠤᠯ᠎ᠤᠨ ᠰᠣᠶᠤᠯ᠎ᠤᠨ ᠬᠡᠪᠯᠡᠯ᠎ᠦᠨ ᠬᠣᠷᠢᠶᠠᠨ᠎ᠡᠴᠡ ᠬᠡᠪᠯᠡᠨ ᠲᠠᠷᠬᠠᠭᠠᠪᠠ᠃

  ᠬᠤᠶᠠᠷ ᠲᠣᠮᠤᠬᠠᠨ ᠪᠦᠲᠦᠭᠡᠯ᠎ᠦᠨ ᠬᠡᠪᠯᠡᠭᠳᠡᠨ ᠲᠠᠷᠬᠠᠭᠳᠠᠭᠰᠠᠨ᠎ᠨᠢ ᠮᠣᠩᠭᠤᠯ ᠰᠤᠷᠪᠤᠯᠵᠢ ᠪᠢᠴᠢᠭ᠂ ᠮᠣᠩᠭᠤᠯ ᠰᠤᠳᠤᠯᠤᠯ᠎ᠳᠤ ᠬᠣᠯᠪᠤᠭᠳᠠᠭᠰᠠᠨ ᠬᠠᠮᠢᠶᠠᠳᠠᠢ ᠬᠥᠮᠦᠰ᠎ᠦᠨ ᠠᠱᠢᠭᠯᠠᠵᠤ ᠬᠡᠷᠡᠭᠯᠡᠬᠦ᠂ ᠡᠷᠲᠡᠨ᠎ᠦ ᠮᠣᠩᠭᠤᠯ ᠰᠤᠷᠪᠤᠯᠵᠢ ᠪᠢᠴᠢᠭ᠂ ᠮᠣᠩᠭᠤᠯ ᠰᠤᠳᠤᠯᠤᠯ᠎ᠤᠨ ᠥᠪ᠎ᠢ ᠦᠶ᠎ᠡ ᠲᠠᠮᠵᠢᠨ ᠬᠠᠮᠠᠭᠠᠯᠠᠵᠤ ᠬᠥᠭᠵᠢᠭᠦᠯᠬᠦ᠎ᠳᠦ ᠮᠠᠱᠢ ᠠᠱᠢᠭᠳᠠᠢ ᠪᠣᠯᠤᠭᠰᠠᠨ ᠪᠠᠢᠨ᠎ᠠ᠃

(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604