ᠪᠦᠬᠦᠲᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠺᠣᠮᠫᠠᠨᠢ ᠶᠢᠨ ᠬᠠᠤᠯᠢ (ᠠᠷᠪᠠᠨ ᠨᠢᠭᠡᠳᠦᠭᠡᠷ ᠪᠦᠯᠦᠭ)
2019.11.07

  

   (1993 ᠣᠨ᠎ᠤ 12 ᠰᠠᠷ᠎ᠠ᠎ᠶᠢᠨ 29 ᠎ᠦ ᠡᠳᠦᠷ ᠨᠠᠢ᠍ᠮᠠᠳᠤᠭᠠᠷ ᠬᠤᠭᠤᠴᠠᠭᠠᠨ᠎ᠤ ᠪᠦᠬᠦ ᠤᠯᠤᠰ᠎ᠤᠨ ᠠᠷᠠᠳ᠎ᠤᠨ ᠲᠥᠯᠦᠭᠡᠯᠡᠭᠴᠢᠳ᠎ᠦᠨ ᠶᠡᠬᠡ ᠬᠤᠷᠠᠯ᠎ᠤᠨ ᠪᠠᠢᠩᠭᠤ᠎ᠶᠢᠨ ᠬᠣᠷᠢᠶᠠᠨ᠎ᠤ ᠲᠠᠪᠤᠳᠤᠭᠠᠷ ᠬᠤᠷᠠᠯᠳᠤᠭᠠᠨ᠎ᠠᠴᠠ ᠪᠠᠲᠤᠯᠠᠪᠠ

  1999 ᠣᠨ᠎ᠤ 12 ᠰᠠᠷ᠎ᠠ᠎ᠶᠢᠨ 25᠎ᠤ ᠡᠳᠦᠷ᠎ᠦᠨ ᠶᠢᠰᠦᠳᠦᠭᠡᠷ ᠬᠤᠭᠤᠴᠠᠭᠠᠨ᠎ᠤ ᠪᠦᠬᠦ ᠤᠯᠤᠰ᠎ᠤᠨ ᠠᠷᠠᠳ᠎ᠤᠨ ᠲᠥᠯᠦᠭᠡᠯᠡᠭᠴᠢᠳ᠎ᠦᠨ ᠶᠡᠬᠡ ᠬᠤᠷᠠᠯ᠎ᠤᠨ ᠪᠠᠢᠩᠭᠤ᠎ᠶᠢᠨ ᠬᠣᠷᠢᠶᠠᠨ᠎ᠤ ᠠᠷᠪᠠᠨ ᠭᠤᠷᠪᠠᠳᠤᠭᠠᠷ ᠬᠤᠷᠠᠯᠳᠤᠭᠠᠨ᠎ᠤ 《〈ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠺᠣᠮᠫᠠᠨᠢ᠎ᠶᠢᠨ ᠬᠠᠤᠯᠢ〉᠎ᠳᠤ ᠵᠠᠰᠠᠪᠤᠷᠢ ᠣᠷᠤᠭᠤᠯᠬᠤ ᠲᠤᠬᠠᠢ ᠲᠣᠭᠲᠠᠭᠠᠯ》᠎ᠢ ᠦᠨᠳᠦᠰᠦᠯᠡᠨ ᠠᠩᠬ᠎ᠠ ᠤᠳᠠᠭ᠎ᠠ ᠵᠠᠰᠠᠪᠠ

  2004 ᠣᠨ᠎ᠤ 8 ᠰᠠᠷ᠎ᠠ᠎ᠶᠢᠨ 28 ᠎ᠤ ᠡᠳᠦᠷ᠎ᠦᠨ ᠠᠷᠪᠠᠳᠤᠭᠠᠷ ᠬᠤᠭᠤᠴᠠᠭᠠᠨ᠎ᠤ ᠪᠦᠬᠦ ᠤᠯᠤᠰ᠎ᠤᠨ ᠠᠷᠠᠳ᠎ᠤᠨ ᠲᠥᠯᠦᠭᠡᠯᠡᠭᠴᠢᠳ᠎ᠦᠨ ᠶᠡᠬᠡ ᠬᠤᠷᠠᠯ᠎ᠤᠨ ᠪᠠᠢᠩᠭᠤ᠎ᠶᠢᠨ ᠬᠣᠷᠢᠶᠠᠨ᠎ᠤ ᠠᠷᠪᠠᠨ ᠨᠢᠭᠡᠳᠦᠭᠡᠷ ᠬᠤᠷᠠᠯᠳᠤᠭᠠᠨ᠎ᠤ 《〈ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠺᠣᠮᠫᠠᠨᠢ᠎ᠶᠢᠨ ᠬᠠᠤᠯᠢ〉᠎ᠳᠤ ᠵᠠᠰᠠᠪᠤᠷᠢ ᠣᠷᠤᠭᠤᠯᠬᠤ ᠲᠤᠬᠠᠢ ᠲᠣᠭᠲᠠᠭᠠᠯ》᠎ᠢ ᠦᠨᠳᠦᠰᠦᠯᠡᠨ ᠬᠣᠶᠠᠳᠠᠬᠢ ᠤᠳᠠᠭ᠎ᠠ ᠵᠠᠰᠠᠪᠠ

  2005 ᠣᠨ᠎ᠤ 10 ᠰᠠᠷ᠎ᠠ᠎ᠶᠢᠨ 27᠎ᠤ ᠡᠳᠦᠷ ᠠᠷᠪᠠᠳᠤᠭᠠᠷ ᠬᠤᠭᠤᠴᠠᠭᠠᠨ᠎ᠤ ᠪᠦᠬᠦ ᠤᠯᠤᠰ᠎ᠤᠨ ᠠᠷᠠᠳ᠎ᠤᠨ ᠲᠥᠯᠦᠭᠡᠯᠡᠭᠴᠢᠳ᠎ᠦᠨ ᠶᠡᠬᠡ ᠬᠤᠷᠠᠯ᠎ᠤᠨ ᠪᠠᠢᠩᠭᠤ᠎ᠶᠢᠨ ᠬᠣᠷᠢᠶᠠᠨ᠎ᠤ ᠠᠷᠪᠠᠨ ᠨᠠᠢ᠍ᠮᠠᠳᠤᠭᠠᠷ ᠬᠤᠷᠠᠯᠳᠤᠭᠠᠨ᠎ᠠᠴᠠ ᠵᠠᠰᠠᠪᠤᠷᠢ ᠣᠷᠤᠭᠤᠯᠪᠠ

  2013 ᠣᠨ᠎ᠤ 12 ᠰᠠᠷ᠎ᠠ᠎ᠶᠢᠨ 28᠎ᠤ ᠡᠳᠦᠷ᠎ᠦᠨ ᠠᠷᠪᠠᠨ ᠬᠣᠶᠠᠳᠤᠭᠠᠷ ᠬᠤᠭᠤᠴᠠᠭᠠᠨ᠎ᠤ ᠪᠦᠬᠦ ᠤᠯᠤᠰ᠎ᠤᠨ ᠠᠷᠠᠳ᠎ᠤᠨ ᠲᠥᠯᠦᠭᠡᠯᠡᠭᠴᠢᠳ᠎ᠦᠨ ᠶᠡᠬᠡ ᠬᠤᠷᠠᠯ᠎ᠤᠨ ᠪᠠᠢᠩᠭᠤ᠎ᠶᠢᠨ ᠬᠣᠷᠢᠶᠠᠨ᠎ᠤ ᠵᠢᠷᠭᠤᠳᠤᠭᠠᠷ ᠬᠤᠷᠠᠯᠳᠤᠭᠠᠨ᠎ᠤ 《〈ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠳᠠᠯᠠᠢ᠎ᠶᠢᠨ ᠣᠷᠴᠢᠨ ᠠᠬᠤᠢ᠎ᠶᠢ ᠬᠠᠮᠠᠭᠠᠯᠠᠬᠤ ᠬᠠᠤᠯᠢ〉 ᠵᠡᠷᠭᠡ ᠳᠣᠯᠤᠭᠠᠨ ᠬᠠᠤᠯᠢ᠎ᠳᠤ ᠵᠠᠰᠠᠪᠤᠷᠢ ᠣᠷᠤᠭᠤᠯᠬᠤ ᠲᠤᠬᠠᠢ ᠲᠣᠭᠲᠠᠭᠠᠯ》᠎ᠢ ᠦᠨᠳᠦᠰᠦᠯᠡᠨ ᠭᠤᠷᠪᠠᠳᠠᠬᠢ ᠤᠳᠠᠭ᠎ᠠ ᠵᠠᠰᠠᠪᠠ)

 

 

    ᠠᠷᠪᠠᠨ ᠨᠢᠭᠡᠳᠦᠭᠡᠷ ᠪᠦᠯᠦᠭ   ᠭᠠᠳᠠᠭᠠᠳᠤ ᠤᠯᠤᠰ᠎ᠤᠨ ᠺᠣᠮᠫᠠᠨᠢ᠎ᠶᠢᠨ ᠰᠠᠯᠪᠤᠷᠢ ᠪᠠᠢᠭᠤᠯᠤᠮᠵᠢ

 

  ᠵᠠᠭᠤ ᠶᠡᠷᠡᠨ ᠨᠢᠭᠡᠳᠦᠭᠡᠷ ᠵᠦᠢᠯ ᠲᠤᠰ ᠬᠠᠤᠯᠢ᠎ᠳᠤ ᠬᠡᠯᠡᠵᠦ ᠪᠠᠢᠭ᠎ᠠ ᠭᠠᠳᠠᠭᠠᠳᠤ ᠤᠯᠤᠰ᠎ᠤᠨ ᠺᠣᠮᠫᠠᠨᠢ ᠭᠡᠳᠡᠭ᠎ᠨᠢ ᠭᠠᠳᠠᠭᠠᠳᠤ ᠤᠯᠤᠰ᠎ᠤᠨ ᠬᠠᠤᠯᠢ ᠴᠠᠭᠠᠵᠠ᠎ᠶᠢᠨ ᠶᠣᠰᠤᠭᠠᠷ ᠳᠤᠮᠳᠠᠳᠤ ᠤᠯᠤᠰ᠎ᠤᠨ ᠬᠢᠯᠢ᠎ᠶᠢᠨ ᠭᠠᠳᠠᠨ᠎ᠠ ᠪᠠᠢᠭᠤᠯᠤᠭᠰᠠᠨ ᠺᠣᠮᠫᠠᠨᠢ᠎ᠶᠢ ᠵᠢᠭᠠᠵᠤ ᠪᠠᠢᠨ᠎ᠠ᠃

  ᠵᠠᠭᠤ ᠶᠡᠷᠡᠨ ᠬᠣᠶᠠᠳᠤᠭᠠᠷ ᠵᠦᠢᠯ ᠭᠠᠳᠠᠭᠠᠳᠤ ᠤᠯᠤᠰ᠎ᠤᠨ ᠺᠣᠮᠫᠠᠨᠢ ᠳᠤᠮᠳᠠᠳᠤ ᠤᠯᠤᠰ᠎ᠤᠨ ᠬᠢᠯᠢ ᠳᠣᠲᠤᠷ᠎ᠠ ᠰᠠᠯᠪᠤᠷᠢ ᠪᠠᠢᠭᠤᠯᠤᠮᠵᠢ ᠪᠠᠢᠭᠤᠯᠬᠤ᠎ᠳᠤ ᠡᠷᠬᠡᠪᠱᠢ ᠳᠤᠮᠳᠠᠳᠤ ᠤᠯᠤᠰ᠎ᠤᠨ ᠡᠷᠬᠢᠯᠡᠨ ᠬᠠᠮᠢᠶᠠᠷᠬᠤ ᠪᠠᠢᠭᠤᠯᠭ᠎ᠠ᠎ᠳᠤ ᠭᠤᠶᠤᠴᠢᠯᠠᠯ ᠭᠠᠷᠭᠠᠬᠤ᠎ᠶᠢᠨ ᠬᠠᠮᠲᠤ ᠺᠣᠮᠫᠠᠨᠢ᠎ᠶᠢᠨ᠎ᠢᠶᠡᠨ ᠳᠦᠷᠢᠮ᠂ ᠬᠠᠷᠢᠶᠠᠯᠠᠭᠳᠠᠬᠤ ᠤᠯᠤᠰ᠎ᠤᠨ᠎ᠢᠶᠠᠨ ᠺᠣᠮᠫᠠᠨᠢ ᠳᠠᠩᠰᠠᠯᠠᠭᠰᠠᠨ ᠭᠡᠷᠡᠴᠢ ᠪᠢᠴᠢᠭ ᠵᠡᠷᠭᠡ ᠬᠣᠯᠪᠤᠭᠳᠠᠯ ᠪᠦᠬᠦᠢ ᠪᠢᠴᠢᠭ ᠮᠠᠲᠧᠷᠢᠶᠠᠯ᠎ᠢᠶᠠᠨ ᠳᠡᠪᠱᠢᠭᠦᠯᠦᠨ ᠲᠤᠱᠢᠶᠠᠵᠤ ᠵᠥᠪᠱᠢᠶᠡᠷᠡᠭᠦᠯᠦᠭᠰᠡᠨ᠎ᠦ ᠳᠠᠷᠠᠭ᠎ᠠ ᠺᠣᠮᠫᠠᠨᠢ ᠳᠠᠩᠰᠠᠯᠠᠬᠤ ᠪᠠᠢᠭᠤᠯᠭ᠎ᠠ᠎ᠳᠤ ᠬᠠᠤᠯᠢ ᠶᠣᠰᠤᠭᠠᠷ ᠳᠠᠩᠰᠠᠯᠠᠭᠤᠯᠵᠤ᠂ ᠡᠵᠡᠩᠨᠡᠯᠲᠡ᠎ᠶᠢᠨ ᠦᠨᠡᠮᠯᠡᠯ ᠠᠪᠬᠤ ᠬᠡᠷᠡᠭᠲᠡᠢ᠃

  ᠭᠠᠳᠠᠭᠠᠳᠤ ᠤᠯᠤᠰ᠎ᠤᠨ ᠺᠣᠮᠫᠠᠨᠢ᠎ᠶᠢᠨ ᠰᠠᠯᠪᠤᠷᠢ ᠪᠠᠢᠭᠤᠯᠤᠮᠵᠢ᠎ᠶᠢ ᠬᠢᠨᠠᠨ ᠵᠥᠪᠱᠢᠶᠡᠷᠡᠬᠦ ᠠᠷᠭ᠎ᠠ᠎ᠶᠢ ᠲᠥᠷᠦ᠎ᠶᠢᠨ ᠶᠠᠪᠤᠳᠠᠯ᠎ᠤᠨ ᠬᠣᠷᠢᠶ᠎ᠠ᠎ᠠᠴᠠ ᠠᠰ᠎ᠲᠤ᠎ᠨᠢ ᠲᠣᠭᠲᠠᠭᠠᠨ᠎ᠠ᠃

  ᠵᠠᠭᠤ ᠶᠡᠷᠡᠨ ᠭᠤᠷᠪᠠᠳᠤᠭᠠᠷ ᠵᠦᠢᠯ ᠭᠠᠳᠠᠭᠠᠳᠤ ᠤᠯᠤᠰ᠎ᠤᠨ ᠺᠣᠮᠫᠠᠨᠢ ᠳᠤᠮᠳᠠᠳᠤ ᠤᠯᠤᠰ᠎ᠤᠨ ᠬᠢᠯᠢ ᠳᠣᠲᠤᠷ᠎ᠠ ᠰᠠᠯᠪᠤᠷᠢ ᠪᠠᠢᠭᠤᠯᠤᠮᠵᠢ ᠪᠠᠢᠭᠤᠯᠬᠤ᠎ᠳᠤ᠎ᠪᠠᠨ ᠡᠷᠬᠡᠪᠱᠢ ᠳᠤᠮᠳᠠᠳᠤ ᠤᠯᠤᠰ᠎ᠤᠨ ᠬᠢᠯᠢ ᠳᠣᠲᠤᠷ᠎ᠠ ᠲᠤᠰ ᠰᠠᠯᠪᠤᠷᠢ ᠪᠠᠢᠭᠤᠯᠤᠮᠵᠢ᠎ᠶᠢ ᠬᠠᠷᠢᠭᠤᠴᠠᠬᠤ ᠲᠥᠯᠦᠭᠡᠯᠡᠭᠴᠢ ᠪᠤᠶᠤ ᠣᠷᠤᠯᠠᠭᠴᠢ᠎ᠪᠠᠨ ᠵᠢᠭᠠᠨ ᠲᠣᠭᠲᠠᠭᠠᠬᠤ᠎ᠶᠢᠨ ᠬᠠᠮᠲᠤ ᠲᠤᠰ ᠰᠠᠯᠪᠤᠷᠢ ᠪᠠᠢᠭᠤᠯᠤᠮᠵᠢ᠎ᠳᠤ᠎ᠪᠠᠨ ᠲᠡᠭᠦᠨ᠎ᠦ ᠬᠢᠬᠦ ᠡᠵᠡᠩᠨᠡᠯᠲᠡ᠎ᠶᠢᠨ ᠠᠵᠢᠯᠯᠠᠭ᠎ᠠ᠎ᠲᠠᠢ᠎ᠨᠢ ᠲᠣᠬᠢᠷᠠᠯᠴᠠᠬᠤ ᠪᠡᠯᠡ ᠮᠥᠩᠭᠦ ᠰᠠᠯᠭᠠᠨ ᠥᠭᠬᠦ ᠬᠡᠷᠡᠭᠲᠡᠢ᠃

ᠭᠠᠳᠠᠭᠠᠳᠤ ᠤᠯᠤᠰ᠎ᠤᠨ ᠺᠣᠮᠫᠠᠨᠢ᠎ᠶᠢᠨ ᠰᠠᠯᠪᠤᠷᠢ ᠪᠠᠢᠭᠤᠯᠤᠮᠵᠢ᠎ᠶᠢᠨ ᠡᠵᠡᠩᠨᠡᠯᠲᠡ᠎ᠶᠢᠨ ᠪᠡᠯᠡ ᠮᠥᠩᠭᠦ᠎ᠳᠦ ᠬᠠᠮᠤᠭ ᠳᠣᠣᠷ᠎ᠠ ᠬᠢᠵᠠᠭᠠᠷ ᠲᠣᠭ᠎ᠠ ᠲᠣᠭᠲᠠᠭᠠᠬᠤ ᠴᠢᠬᠤᠯᠠᠲᠠᠢ ᠪᠠᠢᠪᠠᠯ ᠲᠥᠷᠦ᠎ᠶᠢᠨ ᠶᠠᠪᠤᠳᠠᠯ᠎ᠤᠨ ᠬᠣᠷᠢᠶ᠎ᠠ᠎ᠠᠴᠠ ᠠᠰ᠎ᠲᠤ᠎ᠨᠢ ᠲᠣᠭᠲᠠᠭᠠᠨ᠎ᠠ᠃

  ᠵᠠᠭᠤ ᠶᠡᠷᠡᠨ ᠳᠥᠷᠪᠡᠳᠦᠭᠡᠷ ᠵᠦᠢᠯ ᠭᠠᠳᠠᠭᠠᠳᠤ ᠤᠯᠤᠰ᠎ᠤᠨ ᠺᠣᠮᠫᠠᠨᠢ᠎ᠶᠢᠨ ᠰᠠᠯᠪᠤᠷᠢ ᠪᠠᠢᠭᠤᠯᠤᠮᠵᠢ ᠲᠡᠭᠦᠨ᠎ᠦ ᠨᠡᠷᠡᠢᠳᠦᠯ᠎ᠳᠤ᠎ᠪᠠᠨ ᠲᠤᠰ ᠭᠠᠳᠠᠭᠠᠳᠤ ᠤᠯᠤᠰ᠎ᠤᠨ ᠺᠣᠮᠫᠠᠨᠢ᠎ᠶᠢᠨ᠎ᠢᠶᠡᠨ ᠤᠯᠤᠰ᠎ᠤᠨ ᠬᠠᠷᠢᠶ᠎ᠠ ᠬᠢᠭᠡᠳ ᠬᠠᠷᠢᠭᠤᠴᠠᠯᠭ᠎ᠠ᠎ᠶᠢᠨ ᠬᠡᠯᠪᠡᠷᠢ᠎ᠪᠡᠨ ᠲᠣᠳᠤᠷᠬᠠᠢᠯᠠᠬᠤ ᠬᠡᠷᠡᠭᠲᠡᠢ᠃

  ᠭᠠᠳᠠᠭᠠᠳᠤ ᠤᠯᠤᠰ᠎ᠤᠨ ᠺᠣᠮᠫᠠᠨᠢ᠎ᠶᠢᠨ ᠰᠠᠯᠪᠤᠷᠢ ᠪᠠᠢᠭᠤᠯᠤᠮᠵᠢ᠎ᠨᠢ ᠲᠤᠰ ᠪᠠᠢᠭᠤᠯᠤᠮᠵᠢ᠎ᠳᠤ᠎ᠪᠠᠨ ᠡᠨᠡ᠎ᠬᠦ ᠭᠠᠳᠠᠭᠠᠳᠤ ᠤᠯᠤᠰ᠎ᠤᠨ ᠺᠣᠮᠫᠠᠨᠢ᠎ᠶᠢᠨ᠎ᠢᠶᠡᠨ ᠳᠦᠷᠢᠮ᠎ᠢ ᠪᠡᠯᠡᠳᠭᠡᠵᠦ ᠲᠠᠯᠪᠢᠬᠤ ᠬᠡᠷᠡᠭᠲᠡᠢ᠃

  ᠵᠠᠭᠤ ᠶᠡᠷᠡᠨ ᠲᠠᠪᠤᠳᠤᠭᠠᠷ ᠵᠦᠢᠯ ᠭᠠᠳᠠᠭᠠᠳᠤ ᠤᠯᠤᠰ᠎ᠤᠨ ᠺᠣᠮᠫᠠᠨᠢ᠎ᠶᠢᠨ ᠳᠤᠮᠳᠠᠳᠤ ᠤᠯᠤᠰ᠎ᠤᠨ ᠬᠢᠯᠢ ᠳᠣᠲᠤᠷ᠎ᠠ ᠪᠠᠢᠭᠤᠯᠤᠭᠰᠠᠨ ᠰᠠᠯᠪᠤᠷᠢ ᠪᠠᠢᠭᠤᠯᠤᠮᠵᠢ᠎ᠳᠤ ᠳᠤᠮᠳᠠᠳᠤ ᠤᠯᠤᠰ᠎ᠤᠨ ᠬᠠᠤᠯᠢ᠎ᠶᠢᠨ ᠬᠥᠮᠦᠨ᠎ᠦ ᠬᠢᠷᠢ ᠭᠡᠮ ᠪᠠᠢᠬᠤ᠎ᠦᠭᠡᠢ᠃

  ᠭᠠᠳᠠᠭᠠᠳᠤ ᠤᠯᠤᠰ᠎ᠤᠨ ᠺᠣᠮᠫᠠᠨᠢ ᠰᠠᠯᠪᠤᠷᠢ ᠪᠠᠢᠭᠤᠯᠤᠮᠵᠢ᠎ᠶᠢᠨ᠎ᠢᠶᠡᠨ ᠳᠤᠮᠳᠠᠳᠤ ᠤᠯᠤᠰ᠎ᠤᠨ ᠬᠢᠯᠢ ᠳᠣᠲᠤᠷ᠎ᠠ ᠡᠵᠡᠩᠨᠡᠯᠲᠡ᠎ᠶᠢᠨ ᠠᠵᠢᠯᠯᠠᠭ᠎ᠠ ᠬᠢᠬᠦ᠎ᠳᠦ ᠢᠷᠭᠡᠨ᠎ᠦ ᠬᠡᠷᠡᠭ᠎ᠦᠨ ᠬᠠᠷᠢᠭᠤᠴᠠᠯᠭ᠎ᠠ ᠡᠭᠦᠷᠭᠡᠯᠡᠨ᠎ᠡ᠃

  ᠵᠠᠭᠤ ᠶᠡᠷᠡᠨ ᠵᠢᠷᠭᠤᠳᠤᠭᠠᠷ ᠵᠦᠢᠯ ᠵᠥᠪᠱᠢᠶᠡᠷᠡᠭᠦᠯᠦᠭᠡᠳ ᠪᠠᠢᠭᠤᠯᠤᠭᠰᠠᠨ ᠭᠠᠳᠠᠭᠠᠳᠤ ᠤᠯᠤᠰ᠎ᠤᠨ ᠺᠣᠮᠫᠠᠨᠢ᠎ᠶᠢᠨ ᠰᠠᠯᠪᠤᠷᠢ ᠪᠠᠢᠭᠤᠯᠤᠮᠵᠢ ᠳᠤᠮᠳᠠᠳᠤ ᠤᠯᠤᠰ᠎ᠤᠨ ᠬᠢᠯᠢ ᠳᠣᠲᠤᠷ᠎ᠠ ᠲᠤᠬᠠᠢᠯᠠᠭᠰᠠᠨ ᠠᠵᠢᠯ᠎ᠤᠨ ᠠᠵᠢᠯᠯᠠᠭ᠎ᠠ ᠬᠢᠬᠦ᠎ᠳᠤ᠎ᠪᠠᠨ ᠡᠷᠬᠡᠪᠱᠢ ᠳᠤᠮᠳᠠᠳᠤ ᠤᠯᠤᠰ᠎ᠤᠨ ᠬᠠᠤᠯᠢ ᠴᠠᠭᠠᠵᠠ᠎ᠶᠢ ᠵᠢᠷᠤᠮᠯᠠᠬᠤ ᠬᠡᠷᠡᠭᠲᠡᠢ᠂ ᠳᠤᠮᠳᠠᠳᠤ ᠤᠯᠤᠰ᠎ᠤᠨ ᠨᠡᠢᠭᠡᠮ ᠨᠡᠢᠲᠡ᠎ᠶᠢᠨ ᠠᠱᠢᠭ ᠲᠤᠰᠠ᠎ᠶᠢ ᠬᠣᠬᠢᠷᠠᠭᠤᠯᠵᠤ ᠪᠣᠯᠬᠤ᠎ᠦᠭᠡᠢ᠂ ᠲᠡᠭᠦᠨ᠎ᠦ ᠬᠠᠤᠯᠢ ᠶᠣᠰᠤᠨ᠎ᠤ ᠡᠷᠬᠡ ᠠᠱᠢᠭ᠎ᠢ ᠳᠤᠮᠳᠠᠳᠤ ᠤᠯᠤᠰ᠎ᠤᠨ ᠬᠠᠤᠯᠢ ᠴᠠᠭᠠᠵᠠ᠎ᠪᠠᠷ ᠬᠠᠮᠠᠭᠠᠯᠠᠨ᠎ᠠ᠃

  ᠵᠠᠭᠤ ᠶᠡᠷᠡᠨ ᠳᠣᠯᠤᠳᠤᠭᠠᠷ ᠵᠦᠢᠯ ᠭᠠᠳᠠᠭᠠᠳᠤ ᠤᠯᠤᠰ᠎ᠤᠨ ᠺᠣᠮᠫᠠᠨᠢ ᠳᠤᠮᠳᠠᠳᠤ ᠤᠯᠤᠰ᠎ᠤᠨ ᠬᠢᠯᠢ ᠳᠣᠲᠤᠷ᠎ᠠ ᠪᠠᠢᠭ᠎ᠠ ᠰᠠᠯᠪᠤᠷᠢ ᠪᠠᠢᠭᠤᠯᠤᠮᠵᠢ᠎ᠪᠠᠨ ᠬᠠᠰᠤᠬᠤ᠎ᠳᠤ ᠡᠷᠬᠡᠪᠱᠢ ᠬᠠᠤᠯᠢ ᠶᠣᠰᠤᠭᠠᠷ ᠥᠭᠴᠡᠭᠡ᠎ᠪᠡᠨ ᠢᠯᠭᠠᠷᠠᠭᠤᠯᠤᠨ ᠲᠥᠯᠦᠵᠦ᠂ ᠲᠤᠰ ᠬᠠᠤᠯᠢ᠎ᠳᠠᠬᠢ ᠺᠣᠮᠫᠠᠨᠢ᠎ᠶᠢ ᠢᠯᠭᠠᠷᠠᠭᠤᠯᠤᠨ ᠪᠣᠳᠤᠬᠤ ᠵᠢᠷᠤᠮ᠎ᠤᠨ ᠬᠣᠯᠪᠤᠭᠳᠠᠯ ᠪᠦᠬᠦᠢ ᠲᠣᠭᠲᠠᠭᠠᠯ ᠶᠣᠰᠤᠭᠠᠷ ᠢᠯᠭᠠᠷᠠᠭᠤᠯᠤᠨ ᠪᠣᠳᠤᠬᠤ ᠬᠡᠷᠡᠭᠲᠡᠢ᠃ ᠥᠭᠴᠡᠭᠡ᠎ᠪᠡᠨ ᠢᠯᠭᠠᠷᠠᠭᠤᠯᠤᠨ ᠲᠥᠯᠦᠵᠦ ᠳᠠᠭᠤᠰᠭᠤ᠎ᠠᠴᠠ ᠡᠮᠦᠨ᠎ᠡ ᠰᠠᠯᠪᠤᠷᠢ ᠪᠠᠢᠭᠤᠯᠤᠮᠵᠢ᠎ᠶᠢᠨ᠎ᠢᠶᠡᠨ ᠡᠳ ᠬᠥᠷᠦᠩᠭᠡ᠎ᠶᠢ ᠳᠤᠮᠳᠠᠳᠤ ᠤᠯᠤᠰ᠎ᠤᠨ ᠬᠢᠯᠢ᠎ᠶᠢᠨ ᠭᠠᠳᠠᠨ᠎ᠠ ᠱᠢᠯᠵᠢᠭᠦᠯᠵᠦ ᠪᠣᠯᠬᠤ᠎ᠦᠭᠡᠢ᠃

 

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ᠎ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠦᠪᠦᠷ
ᠮᠤᠩᠭ᠋ᠤᠯ᠎ᠤᠨ
ᠳᠡᠯᠡᠬᠡᠢ
ᠮᠡᠳᠡᠭᠡ
ᠵᠠᠩᠬᠢ
ᠮᠡᠷᠭᠡᠵᠢᠯ᠎ᠤᠨ
ᠬᠢᠵᠠᠭᠠᠷᠲᠤ
ᠺᠤᠮᠫᠠᠨᠢ
ᠮᠡᠷᠭᠡᠵᠢᠯ
ᠬᠠᠩᠭ᠋ᠠᠪᠠ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠩᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604