《ᠠᠯᠤᠰ᠎ᠤᠨ ᠵᠣᠷᠢᠯ ᠨᠣᠮ᠎ᠤᠨ ᠬᠤᠷᠠᠯ》 - ᠫᠠᠨ ᠢᠦᠢ᠎ᠶᠢᠨ 《ᠰᠠᠷᠠᠨ᠎ᠠ᠎ᠶᠢᠨ ᠢᠨᠠᠭ》 ᠭᠡᠬᠦ ᠱᠢᠨ᠎ᠡ ᠨᠣᠮ ᠬᠤᠪᠢᠶᠠᠯᠴᠠᠬᠤ ᠬᠤᠷᠠᠯ
2019.12.31

  9 ᠰᠠᠷ᠎ᠠ᠎ᠶᠢᠨ 7᠎ᠤ ᠡᠳᠦᠷ᠎ᠤᠨ ᠦᠳᠡ᠎ᠶᠢᠨ ᠬᠣᠢᠨ᠎ᠠ᠂ ᠠᠯᠤᠰ᠎ᠤᠨ᠎ᠪᠠᠷ᠎ᠠ ᠬᠡᠪᠯᠡᠯ᠎ᠤᠨ ᠬᠣᠷᠢᠶ᠎ᠠ ᠪᠥᠬᠦ ᠬᠦᠴᠦ᠎ᠪᠠᠷ᠎ᠢᠶᠠᠨ ᠥᠷᠨᠢᠭᠦᠯᠦᠭᠰᠡᠨ 《ᠠᠯᠤᠰ᠎ᠤᠨ ᠵᠣᠷᠢᠯ ᠨᠣᠮ᠎ᠤᠨ ᠬᠤᠷᠠᠯ》 ᠭᠡᠬᠦ ᠱᠢᠷᠢᠰ ᠠᠵᠢᠯᠯᠠᠭ᠎ᠠ ᠥᠪᠦᠷ ᠮᠣᠩᠭᠤᠯ᠎ᠤᠨ ᠱᠢᠨᠬᠤᠧᠠ ᠨᠣᠮ᠎ᠤᠨ ᠲᠡᠯᠭᠡᠭᠦᠷ᠎ᠤᠨ ᠨᠣᠮ᠎ᠤᠨ ᠲᠣᠮᠤ ᠠᠰᠠᠷ᠎ᠲᠤ ᠶᠠᠪᠤᠭᠳᠠᠵᠤ᠂ ᠨᠤᠲᠤᠭ᠎ᠤᠨ ᠠᠯᠳᠠᠷᠲᠦ ᠵᠣᠬᠢᠶᠠᠯᠴᠢ ᠫᠠᠨ ᠢᠦᠢ᠎ᠶᠢᠨ 《ᠰᠠᠷᠠᠨ᠎ᠠ᠎ᠶᠢᠨ ᠢᠨᠠᠭ》 ᠭᠡᠬᠦ ᠱᠢᠨ᠎ᠡ ᠨᠣᠮ᠎ᠢ ᠬᠤᠪᠢᠶᠠᠯᠴᠠᠨ ᠰᠣᠨᠢᠷᠬᠠᠬᠤ ᠬᠤᠷᠠᠯ᠎ᠢ ᠡᠷᠬᠢᠯᠡᠪᠠ᠂ ᠬᠤᠷᠠᠯ᠎ᠳᠤ ᠵᠣᠬᠢᠶᠠᠯᠴᠢ ᠲᠢᠶᠠᠨ ᠪᠢᠨ᠂ ᠷᠧᠨ ᠵᠢᠶᠠᠨ᠂ ᠵᠠᠩ ᠱᠢ ᠴᠤᠤ᠂ ᠤᠳᠬ᠎ᠠ ᠤᠷᠠᠯᠢᠭ᠎ᠤᠨ ᠱᠢᠭᠦᠮᠵᠢᠯᠡᠭᠴᠢ ᠭᠧᠩ ᠷᠦᠢ᠂ ᠯᠢ ᠸᠧᠨ ᠷᠦᠩ᠂ ᠰᠣᠨᠢᠨ ᠮᠡᠳᠡᠭᠡ ᠬᠡᠪᠯᠡᠯ᠎ᠤᠨ ᠬᠥᠮᠦᠨ ᠵᠠᠩ ᠲᠤᠤ᠂ ᠭᠦᠧᠧ ᠱᠢᠶᠤᠣ ᠳ᠋ᠦᠩ ᠵᠡᠷᠭᠡ ᠬᠦᠨᠳᠦᠲᠦ ᠵᠣᠴᠢᠳ ᠤᠷᠢᠯᠭ᠎ᠠ᠎ᠪᠠᠷ ᠣᠷᠤᠯᠴᠠᠵᠠᠢ᠃

  ᠥᠪᠦᠷ ᠮᠣᠩᠭᠤᠯ᠎ᠤᠨ ᠤᠯᠤᠰ᠎ᠤᠨ ᠰᠤᠳᠤᠯᠤᠯ᠎ᠤᠨ ᠰᠤᠳᠤᠯᠭᠠᠨ᠎ᠤ ᠨᠡᠢᠭᠡᠮᠯᠢᠭ᠎ᠤᠨ ᠲᠠᠷᠤᠭ᠎ᠠ ᠯᠢ ᠸᠧᠨ ᠷᠦᠩ᠂ ᠵᠣᠬᠢᠶᠠᠯᠴᠢ ᠷᠧᠨ ᠵᠢᠶᠠᠨ ᠵᠡᠷᠭᠡ ᠬᠦᠨᠳᠦᠲᠦ ᠵᠣᠴᠢᠳ ᠶᠠᠷᠢᠶ᠎ᠠ ᠲᠠᠯᠪᠢᠵᠤ᠂ 《ᠰᠠᠷᠠᠨ᠎ᠠ᠎ᠶᠢᠨ ᠢᠨᠠᠭ》 ᠭᠡᠬᠦ ᠳᠣᠮᠤᠭᠲᠤ ᠦᠭᠦᠯᠡᠯᠭᠡ ᠦᠨᠡᠨ᠂ ᠴᠠᠢᠯᠭᠠᠨ᠂ ᠭᠣᠶᠤ᠎ᠶᠢ ᠪᠠᠳᠠᠷᠠᠭᠤᠯᠵᠤ᠂ ᠢᠳᠡᠪᠬᠢᠲᠡᠢ ᠥᠭᠡᠳᠡᠷᠬᠡᠭ ᠠᠮᠢᠳᠤᠷᠠᠬᠤᠢ᠎ᠶᠢᠨ ᠦᠵᠡᠯᠲᠡ᠂ ᠲᠠᠯ᠎ᠠ ᠨᠤᠲᠤᠭ᠎ᠤᠨ ᠠᠮᠢ ᠠᠬᠤᠢ ᠪᠠ ᠬᠥᠮᠦᠨ ᠲᠥᠷᠦᠯᠬᠢᠲᠡᠨ᠎ᠤ ᠬᠤᠪᠢ ᠵᠠᠶᠠᠭᠠᠨ᠎ᠤ ᠬᠠᠮᠲᠤ᠎ᠶᠢᠨ ᠴᠣᠭᠴᠠ᠎ᠶᠢ ᠬᠠᠮᠠᠭᠠᠯᠠᠬᠤ᠎ᠶᠢᠨ ᠲᠥᠯᠦᠭᠡ ᠠᠮᠢ ᠨᠠᠰᠤ᠎ᠪᠠᠨ ᠬᠠᠷᠠᠮ᠎ᠦᠭᠡᠢ ᠵᠣᠷᠢᠭᠤᠯᠤᠭᠰᠠᠨ ᠵᠣᠷᠢᠭ ᠰᠠᠨᠠᠭ᠎ᠠ᠎ᠶᠢ ᠥᠨᠳᠦᠷ ᠦᠨᠡᠯᠡᠪᠡ᠃ ᠠᠬᠤᠢ ᠲᠠᠯᠠᠪᠠᠢ᠎ᠶᠢᠨ ᠮᠠᠱᠢ ᠣᠯᠠᠨ ᠵᠠᠯᠠᠭᠤ ᠤᠩᠱᠢᠭᠴᠢᠳ ᠡᠨᠡ᠎ᠬᠦ ᠥᠭᠦᠯᠡᠯᠭᠡ᠎ᠶᠢᠨ ᠳᠣᠮᠤᠭ ᠶᠠᠷᠢᠶ᠎ᠠ᠂ ᠱᠢᠨᠵᠢᠯᠡᠬᠦ ᠤᠬᠠᠭᠠᠨ᠎ᠤ ᠬᠡᠢ ᠪᠤᠳᠤᠯ᠎ᠤᠨ ᠦᠢᠯᠡ ᠶᠠᠪᠤᠳᠠᠯ᠎ᠳᠤ ᠲᠠᠲᠠᠭᠳᠠᠵᠤ᠂ ᠵᠣᠬᠢᠶᠠᠭᠴᠢ᠎ᠲᠠᠢ ᠰᠠᠨᠠᠯ ᠰᠣᠯᠢᠯᠴᠠᠪᠠ᠃

  ᠫᠠᠨ ᠢᠦᠢ᠂ ᠪᠢᠴᠢᠭ᠎ᠤᠨ᠎ᠨᠡᠷ᠎ᠡ᠎ᠨᠢ ᠮᠦᠧᠤ ᠯᠢᠨ᠂ ᠥᠪᠦᠷ ᠮᠣᠩᠭᠤᠯ᠎ᠤᠨ ᠲᠦᠮᠡᠳ ᠵᠡᠭᠦᠨ ᠬᠣᠱᠢᠭᠤᠨ᠎ᠤ ᠬᠥᠮᠦᠨ᠂ ᠥᠪᠦᠷ ᠮᠣᠩᠭᠤᠯ᠎ᠤᠨ ᠵᠣᠬᠢᠶᠠᠯᠴᠢᠳ᠎ᠤᠨ ᠨᠡᠢᠬᠡᠮᠯᠢᠭ᠎ᠦᠨ ᠭᠡᠱᠢᠭᠦᠨ᠂ ᠲᠦᠮᠡᠳ ᠵᠡᠭᠦᠨ ᠬᠣᠱᠢᠭᠤᠨ᠎ᠤ ᠵᠣᠬᠢᠶᠠᠯᠴᠢᠳ᠎ᠤᠨ ᠨᠡᠢᠬᠡᠮᠯᠢᠭ᠎ᠦᠨ ᠡᠷᠭᠦᠮᠵᠢᠲᠦ ᠲᠡᠷᠢᠭᠦᠯᠡᠭᠴᠢ᠂ ᠠᠷᠠᠳ᠎ᠤᠨ ᠤᠳᠬ᠎ᠠ ᠤᠷᠠᠯᠢᠭᠴᠢᠳ᠎ᠤᠨ ᠨᠡᠢᠭᠡᠮᠯᠢᠭ᠎ᠦᠨ ᠲᠡᠷᠢᠭᠦᠯᠡᠭᠴᠢ ᠪᠣᠯᠤᠨ᠎ᠠ᠃ 《ᠪᠤᠢᠳᠠ ᠪᠥᠭᠯᠡᠭᠦᠤ ᠱᠠᠨ ᠾᠧ ᠲᠣᠰᠭᠤᠨ》 ᠭᠡᠬᠦ ᠪᠦᠲᠦᠭᠡᠯ᠎ᠨᠢ ᠥᠪᠦᠷ ᠮᠣᠩᠭᠤᠯ᠎ᠤᠨ ᠤᠳᠬ᠎ᠠ ᠤᠷᠠᠯᠢᠭ᠎ᠤᠨ ᠬᠣᠯᠪᠤᠭ᠎ᠠ᠎ᠶᠢᠨ 《ᠲᠠᠯ᠎ᠠ ᠨᠤᠲᠤᠭ᠎ᠤᠨ ᠤᠳᠬ᠎ᠠ ᠵᠣᠬᠢᠶᠠᠯ᠎ᠤᠨ ᠱᠠᠩᠨᠠᠯ》᠎ᠢ ᠬᠦᠷᠲᠡᠪᠡ; 《ᠴᠢᠨᠤ᠎ᠠ᠎ᠶᠢᠨ ᠬᠠᠷᠮᠠᠭ ᠪᠣᠯᠪᠠᠰᠤᠷᠠᠪᠠ》 ᠭᠡᠬᠦ ᠪᠦᠲᠦᠭᠡᠯ᠎ᠨᠢ ᠶᠢᠰᠦᠳᠦᠭᠡᠷ ᠬᠤᠭᠤᠴᠠᠭᠠᠨ᠎ᠤ ᠥᠪᠦᠷ ᠮᠣᠩᠭᠤᠯ᠎ᠤᠨ ᠤᠳᠬ᠎ᠠ ᠵᠣᠬᠢᠶᠠᠯ᠎ᠤᠨ ᠵᠣᠬᠢᠶᠠᠨ ᠪᠦᠲᠦᠭᠡᠯᠭᠡ᠎ᠶᠢᠨ 《ᠰᠣᠯᠤᠩᠭ᠎ᠠ》 ᠱᠠᠩᠨᠠᠯ᠎ᠢ ᠬᠦᠷᠲᠡᠪᠡ; 《ᠯᠢ ᠽᠢ ᠸᠠᠩ᠎ᠤᠨ ᠷᠤᠮᠠᠭᠲ᠋ᠢᠭ ᠦᠯᠢᠭᠡᠷ》 ᠭᠡᠬᠦ ᠺᠢᠨᠤ᠋᠎ᠶᠢ ᠥᠭᠡᠷᠡᠴᠢᠯᠡᠨ ᠨᠠᠢᠷᠠᠭᠤᠯᠤᠭᠰᠠᠨ ᠪᠦᠲᠦᠭᠡᠯ᠎ᠨᠢ 2014 ᠣᠨ᠎ᠳᠤ ᠬᠦᠬᠡᠬᠤᠲᠠ᠎ᠶᠢᠨ ᠣᠶᠤᠨ᠎ᠤ ᠪᠣᠯᠪᠠᠰᠤᠨ᠎ᠤ ᠪᠠᠢᠭᠤᠯᠤᠯᠲᠠ᠎ᠶᠢᠨ 《ᠲᠠᠪᠤᠨ ᠨᠢᠭᠡ ᠢᠨᠵᠧᠨᠧᠷᠢᠩ》᠎ᠤᠨ ᠱᠢᠯᠢᠳᠡᠭ ᠪᠦᠲᠦᠭᠡᠯ᠎ᠤᠨ ᠱᠠᠩᠨᠠᠯ᠎ᠢ ᠬᠦᠷᠲᠡᠪᠡ᠃ 《ᠰᠠᠷᠠᠨ᠎ᠠ᠎ᠶᠢᠨ ᠢᠨᠠᠭ》 ᠭᠡᠬᠦ ᠥᠭᠦᠯᠡᠯᠭᠡ᠎ᠨᠢ 2019 ᠣᠨ᠎ᠤ ᠬᠦᠬᠡᠬᠤᠲᠠ᠎ᠶᠢᠨ ᠠᠷᠪᠠᠨ ᠨᠢᠭᠡᠳᠦᠭᠡᠷ ᠬᠤᠭᠤᠴᠠᠭᠠᠨ᠎ᠤ 《ᠲᠠᠪᠤᠨ ᠨᠢᠭᠡ ᠢᠨᠵᠧᠨᠧᠷᠢᠩ》᠎ᠤᠨ ᠱᠢᠯᠢᠳᠡᠭ ᠪᠦᠲᠦᠭᠡᠯ᠎ᠤᠨ ᠱᠠᠩᠨᠠᠯ᠎ᠢ ᠢᠷᠠᠭᠤ ᠠᠯᠳᠠᠷᠲᠠᠢ᠎ᠪᠠᠷ ᠬᠦᠷᠲᠡᠪᠡ᠃

   《ᠰᠠᠷᠠᠨ᠎ᠠ᠎ᠶᠢᠨ ᠢᠨᠠᠭ》 ᠭᠡᠳᠡᠭ ᠥᠭᠦᠯᠡᠯᠭᠡ ᠪᠣᠯ ᠵᠡᠭᠦᠳᠦ ᠵᠡᠷᠭᠡᠯᠭᠡᠨ ᠮᠡᠲᠦ ᠳᠤᠮᠤᠭᠲᠦ ᠦᠯᠢᠭᠡᠷ ᠪᠣᠯᠤᠨ᠎ᠠ᠃ ᠭᠣᠣᠯ ᠪᠠᠭᠠᠲᠤᠷ ᠰᠠᠷᠠᠨ᠎ᠠ ᠪᠣᠯ ᠰᠤᠷᠪᠤᠯᠵᠢᠲᠠᠨ᠎ᠤ ᠡᠷᠦᠬᠡ᠎ᠳᠦ ᠲᠥᠷᠦᠵᠦ᠂ ᠰᠡᠴᠡᠨ ᠰᠡᠷᠭᠦᠯᠡᠩ ᠴᠠᠢᠯᠭᠠᠨ ᠴᠠᠭᠠᠪᠤᠷ ᠵᠠᠩ᠎ᠲᠠᠢ᠃ ᠦᠯᠢᠭᠡᠷ᠎ᠲᠦ ᠲᠡᠷᠡ ᠬᠣᠨᠢᠴᠢᠨ ᠬᠦᠦ᠎ᠲᠠᠢ ᠭᠤᠢᠪᠢᠱᠢ᠎ᠦᠭᠡᠢ ᠬᠠᠢᠷ᠎ᠠ ᠰᠡᠳᠭᠢᠯ᠎ᠢᠶᠡᠷ ᠨᠠᠰᠤᠨ᠎ᠤ ᠶᠠᠪᠤᠳᠠᠯ᠎ᠢᠶᠠᠨ ᠳᠤᠭᠳᠠᠭᠠᠭᠰᠠᠨ᠎ᠳᠤ ᠪᠠᠶᠠᠨ᠎ᠤ ᠠᠳᠠᠭ᠎ᠠ ᠬᠣᠷᠤᠰᠤᠯ᠎ᠢ ᠡᠭᠦᠰᠭᠡᠨ ᠠᠮᠢ᠎ᠶᠢ᠎ᠨᠢ ᠬᠣᠷᠤᠭᠠᠬᠤ ᠬᠡᠵᠤ ᠨᠡᠬᠡᠮᠵᠢᠯᠡᠵᠦ᠂ ᠡᠴᠦᠰ᠎ᠲᠦ᠎ᠪᠡᠨ ᠪᠠᠲᠦ ᠪᠣᠮᠪᠤ᠎ᠶᠢᠨ ᠬᠠᠪᠰᠤᠷᠤᠯᠭ᠎ᠠ ᠳᠣᠣᠷ᠎ᠠ ᠰᠠᠬᠢᠭᠤᠯᠰᠤᠨ ᠪᠣᠯᠵᠠᠢ᠃ ᠦᠯᠢᠭᠡᠷ᠎ᠨᠢ ᠡᠨᠳᠡ ᠬᠦᠷᠦᠭᠡᠳ ᠲᠡᠭᠦᠰᠦᠭᠰᠡᠨ᠎ᠦᠭᠡᠢ ᠥᠷᠭᠦᠯᠵᠢᠯᠡᠭᠰᠡᠭᠡᠷ᠂ ᠰᠠᠷᠠᠨ᠎ᠠ ᠬᠠᠷ᠎ᠠ ᠦᠨᠡᠭᠡᠨ ᠱᠢᠮᠨᠤ᠎ᠲᠠᠢ ᠱᠢᠷᠦᠭᠦᠨ ᠪᠠᠢᠯᠳᠤᠵᠤ ᠲᠠᠯ᠎ᠠ ᠨᠤᠲᠤᠭ᠎ᠦᠨ᠎ᠢᠶᠡᠨ ᠬᠥᠮᠦᠨ ᠠᠮᠢᠲᠠᠨ᠎ᠢ ᠬᠠᠮᠠᠭᠠᠯᠠᠪᠠ; ᠳᠡᠯᠡᠬᠡᠢ ᠶᠢᠷᠲᠢᠨᠴᠦ ᠮᠠᠩᠭᠤᠰ᠎ᠤᠨ ᠲᠦᠷᠢᠮᠡᠬᠡᠢᠯᠡᠯ᠎ᠳᠤ ᠤᠴᠠᠷᠠᠭᠰᠠᠨ᠎ᠳᠦ ᠲᠡᠷᠡ ᠪᠠᠰᠠ ᠮᠠᠩᠭᠤᠰ᠎ᠲᠠᠢ ᠦᠬᠦᠵᠦ ᠰᠡᠬᠡᠬᠦ᠎ᠶᠢᠨ ᠲᠡᠮᠡᠴᠡᠯ ᠬᠢᠵᠡᠢ; ᠭᠠᠳᠠᠭᠠᠳᠤ ᠣᠷᠴᠢᠯᠠᠩ᠎ᠤᠨ ᠲᠦᠷᠢᠮᠡᠬᠡᠢᠯᠡᠭᠴᠢᠳ ᠬᠦᠷᠴᠦ ᠢᠷᠡᠬᠦ᠎ᠳᠤ᠂ ᠡᠴᠦᠰ᠎ᠲᠦ᠎ᠪᠡᠨ ᠥᠪᠡᠷ᠎ᠤᠨ ᠠᠮᠢ ᠨᠠᠰᠤ᠎ᠪᠠᠨ ᠬᠠᠷᠠᠮ᠎ᠦᠭᠡᠢ ᠦᠷᠡᠭᠳᠡᠭᠦᠯᠵᠦ ᠲᠡᠯᠡᠬᠡᠢ᠎ᠶᠢᠨ ᠪᠥᠮᠪᠦᠷᠴᠡᠭ᠎ᠢ ᠠᠪᠤᠷᠠᠪᠠ᠁

 

 

 

        ᠣᠷᠴᠢᠭᠤᠯᠤᠭᠴᠢ᠄ ᠰᠠᠢᠬᠠᠨ᠎ᠠ

(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ᠎ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠦᠪᠦᠷ
ᠮᠤᠩᠭ᠋ᠤᠯ᠎ᠤᠨ
ᠳᠡᠯᠡᠬᠡᠢ
ᠮᠡᠳᠡᠭᠡ
ᠵᠠᠩᠬᠢ
ᠮᠡᠷᠭᠡᠵᠢᠯ᠎ᠤᠨ
ᠬᠢᠵᠠᠭᠠᠷᠲᠤ
ᠺᠤᠮᠫᠠᠨᠢ
ᠮᠡᠷᠭᠡᠵᠢᠯ
ᠬᠠᠩᠭ᠋ᠠᠪᠠ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠩᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604